作曲 : 代钦
编曲 : 代钦
ᠨᠠᠷᠠᠯᠠᠬᠤ ᠴᠠᠭ ᠢᠶ᠋ᠡᠷ
ᠠᠶ᠎ᠠ :ᠳᠠᠢᠴᠢᠨ
ᠦᠭᠡ:shuren·aral
ᠬᠠᠪᠲᠠᠰ:shi·shi
ᠲᠡᠭᠦᠯᠳᠡᠷ ᠬᠤᠭᠤᠷ :ᠳᠠᠢᠴᠢᠨ
ᠱᠢᠩᠭᠡᠭᠡᠯᠲᠡ /ᠬᠣᠯᠢᠮᠠᠯ :ᠮᠦᠩᠬᠡ
ᠵᠠᠰᠠᠬᠤ :ᠪᠠᠭᠠᠲᠤᠷ
ᠤᠴᠠᠷᠠᠯ ᠪᠦᠬᠦᠨ ᠢ ᠴᠢᠮ᠎ᠠ ᠲᠠᠢ ᠬᠤᠯᠪᠤᠨ ᠵᠢᠷᠤᠭᠯᠠᠭᠠᠳ
ᠠᠯᠢᠶ᠎ᠠ ᠲᠦᠷᠰᠦᠭᠦᠢ ᠠᠭᠠᠯᠢ ᠪᠠᠨ ᠶᠠᠭᠠᠬᠢᠨᠠᠮ
ᠤᠬᠠᠭᠠᠨ ᠳ᠋ᠠᠭᠠᠨ ᠰᠢᠩᠭᠡᠲᠡᠯ᠎ᠡ ᠬᠠᠷᠠᠬᠤ ᠭᠡᠰᠡᠨ
ᠤᠶᠠᠬᠠᠨ ᠵᠢᠷᠦᠬᠡ ᠮᠢᠨᠢ ᠴᠢᠮ᠎ᠠ ᠤᠷᠤᠭᠤ ᠪᠠᠨ
ᠦᠭᠡ ᠪᠦᠬᠦᠨ ᠢ ᠴᠢᠨᠢ ᠦᠪᠡᠷ ᠲᠠᠢ ᠪᠠᠨ ᠬᠤᠯᠪᠤᠨ ᠪᠤᠳᠤᠭᠠᠳ
ᠦᠯᠢᠭᠡᠷᠯᠡᠰᠢ ᠦᠭᠡᠢ ᠵᠢᠷᠭᠠᠯ ᠳ᠋ᠤ᠌ ᠡᠨᠡ ᠪᠡᠶ᠎ᠡ ᠲᠠᠰᠢᠭᠤᠷᠠᠨᠠ
ᠥᠬᠥᠭᠡᠷᠳᠡᠭᠰᠡᠨ ᠬᠤᠭᠤᠯᠠᠢ ᠪᠡᠷ ᠲᠠᠭᠤᠳᠠᠬᠤ ᠠᠭᠠᠳ
ᠦᠷᠭᠦᠭᠰᠡᠨ ᠶᠤᠮ ᠰᠢᠭ᠌ ᠬᠣᠯᠠᠳᠠᠭᠠᠳ ᠪᠠᠶ᠋ᠢᠬᠤ ᠨᠢ ᠠ
ᠰᠠᠨᠰᠠᠷ ᠤᠨ ᠠᠭᠤᠳᠠᠮ ᠡᠴᠡ ᠠᠶ᠋ᠢᠯᠴᠢᠯᠠᠭᠰᠠᠨ
ᠰᠠᠶ᠋ᠢᠬᠠᠨ ᠪᠦᠬᠦᠨ ᠢ ᠴᠢᠮ᠎ᠠ ᠤᠷᠤᠭᠤ ᠪᠠᠨ ᠬᠠᠷᠠᠭᠰᠠᠨ
ᠡᠷᠭᠢᠬᠦ ᠴᠠᠭ ᠤᠨ ᠡᠨᠡᠳᠡᠭᠡ ᠲᠡᠷᠲᠡᠭᠡ ᠡᠴᠡ
ᠡᠯᠢᠭᠡ ᠪᠡᠷ ᠢᠶ᠋ᠡᠨ ᠴᠢᠮ᠎ᠠ ᠶ᠋ᠢ ᠮᠡᠳᠡᠷᠡᠭᠦᠯᠦᠨ᠎ᠡ
ᠴᠢᠮᠡᠭᠡ ᠠᠯᠳᠠᠭᠤᠷᠠᠬᠤ ᠰᠡᠳᠭᠢᠯ ᠳ᠋ᠤ᠌ ᠴᠢᠮᠡᠭ ᠨᠡᠮᠡᠭᠰᠡᠨ
ᠴᠡᠴᠡᠭᠬᠡᠨ ᠴᠡᠩᠭᠡᠷ ᠪᠠᠰᠠ ᠨᠢᠭᠡ ᠦᠷᠯᠦᠭᠡ
ᠠᠯᠲᠠᠷᠠᠬᠤ ᠨᠠᠷᠠᠨ ᠳ᠋ᠤ᠌ ᠬᠠᠨᠲᠤᠨ ᠵᠤᠭᠰᠤᠬᠤᠢ ᠳ᠋ᠤ᠌
ᠰᠡᠳᠭᠢᠭᠰᠡᠨ ᠪᠦᠬᠦᠨ ᠰᠡᠳᠭᠢᠯ ᠳ᠋ᠤ᠌ ᠤᠷᠠᠨ ᠠ
ᠰᠠᠨᠰᠠᠷ ᠤᠨ ᠠᠭᠤᠳᠠᠮ ᠡᠴᠡ ᠠᠶ᠋ᠢᠯᠴᠢᠯᠠᠭᠰᠠᠨ
ᠰᠠᠶ᠋ᠢᠬᠠᠨ ᠪᠦᠬᠦᠨ ᠢ ᠴᠢᠮ᠎ᠠ ᠤᠷᠤᠭᠤ ᠪᠠᠨ ᠬᠠᠷᠠᠭᠰᠠᠨ
ᠡᠷᠭᠢᠬᠦ ᠴᠠᠭ ᠤᠨ ᠡᠨᠡᠳᠡᠭᠡ ᠲᠡᠷᠲᠡᠭᠡ ᠡᠴᠡ
ᠡᠯᠢᠭᠡ ᠪᠡᠷ ᠢᠶ᠋ᠡᠨ ᠴᠢᠮ᠎ᠠ ᠶ᠋ᠢ ᠮᠡᠳᠡᠷᠡᠭᠦᠯᠦᠨ᠎ᠡ
ᠰᠠᠨᠰᠠᠷ ᠤᠨ ᠠᠭᠤᠳᠠᠮ ᠡᠴᠡ ᠠᠶ᠋ᠢᠯᠴᠢᠯᠠᠭᠰᠠᠨ
ᠰᠠᠶ᠋ᠢᠬᠠᠨ ᠪᠦᠬᠦᠨ ᠢ ᠴᠢᠮ᠎ᠠ ᠤᠷᠤᠭᠤ ᠪᠠᠨ ᠬᠠᠷᠠᠭᠰᠠᠨ
ᠡᠷᠭᠢᠬᠦ ᠴᠠᠭ ᠤᠨ ᠡᠨᠡᠳᠡᠭᠡ ᠲᠡᠷᠲᠡᠭᠡ ᠡᠴᠡ
ᠡᠯᠢᠭᠡ ᠪᠡᠷ ᠢᠶ᠋ᠡᠨ ᠴᠢᠮ᠎ᠠ ᠶ᠋ᠢ ᠮᠡᠳᠡᠷᠡᠭᠦᠯᠦᠨ᠎ᠡ ᠂
《ᠬᠠᠶ᠋ᠢᠷ᠎ᠠ ᠡ》
Enkushd zoriulsan
aliva buhn sain sainhniig chin husii

热门推荐| 1 | |
|---|---|
| 2 | |
| 3 | |
| 4 | |
| 5 | |
| 6 | |
| 7 | |
| 8 | |
| 9 | |
| 10 |