orlog/MORETEN-Yavl Yaa歌曲免费下载

《orlog/MORETEN-Yavl Yaa》歌曲详情

作词 : MORETEN

作曲 : MORETEN

编曲 : MORETEN

混音:Etagi

录音室:LAKE STUDIO

ᠵᠡᠭᠦᠳᠡᠯᠡᠭᠡᠳ ᠰᠡᠷᠡᠬᠦ ᠳ᠋ᠦ᠍ ᠲᠦᠨᠡᠷ ᠬᠠᠷᠠᠩᠭᠤᠢ

ᠰᠢᠨᠠ ᠡᠴᠡ ᠬᠥᠯᠦᠰᠦ ᠲᠠᠭᠠᠪᠤᠷᠢᠯᠠᠵᠤ ᠪᠠᠶ᠋ᠢᠨ᠎ᠠ

ᠰᠢᠷᠡᠮᠦᠨ ᠲᠡᠭᠡᠶ᠎ᠡ ᠬᠤᠤᠱᠤᠤᠷ ᠬᠠᠭᠠᠷᠢᠬᠤ ᠰᠢᠭ

ᠱᠠᠯ ᠨᠤᠶ᠋ᠢᠲᠠᠨ ᠨᠢᠷᠦᠭᠤ ᠬᠥᠢᠲᠡᠨ ᠴᠢᠭ

ᠬᠥᠯᠥᠰᠥ ᠳ᠋ᠡᠭᠡᠨ ᠬᠠᠶ᠋ᠢᠯᠤᠭᠰᠠᠨ ᠵᠠᠶ᠋ᠢᠷᠮᠤᠭ ᠰᠢᠭ

ᠬᠠᠯᠢᠰᠤᠨ ᠳ᠋ᠤ᠌ ᠪᠠᠨ ᠬᠠᠬᠠᠭᠰᠠᠨ ᠢᠨᠵᠠᠭ᠎ᠠ ᠰᠢᠭ

ᠴᠡᠭᠡᠵᠢᠨ ᠳᠡᠭᠡᠷ᠎ᠡ ᠳᠥᠩᠵᠢᠨ ᠲᠠᠷᠤᠬᠤ ᠰᠢᠭ

ᠵᠡᠭᠦᠳᠦ ᠳ᠋ᠤ᠌ ᠪᠡᠨ ᠵᠡᠭᠦᠳᠦ ᠶ᠋ᠢ ᠵᠡᠭᠦᠳᠦᠯᠡᠬᠦ ᠰᠢᠭ

ᠰᠠᠷᠡᠵᠦ ᠲᠡᠶ᠋ᠢᠯᠬᠦ ᠦᠭᠡᠢ ᠰᠡᠷᠡᠵᠦ ᠲᠡᠶ᠋ᠢᠯᠡᠬᠦ ᠦᠭᠡᠢ

ᠦᠵᠦᠭᠦᠷ ᠦᠭᠡᠢ ᠵᠡᠭᠦᠳᠦ ᠵᠦᠭ ᠴᠢᠭ ᠦᠭᠡᠢ

ᠬᠡᠳᠦᠢ ᠴᠢᠨᠡᠭᠡᠨ ᠬᠠᠰᠭᠢᠷᠠᠵᠤ ᠪᠠᠶ᠋ᠢᠭᠰᠠᠨ ᠴᠤ᠌

ᠥᠷᠦᠬᠡᠨ ᠳ᠋ᠤ᠌ ᠲᠡᠮᠵᠢᠬᠦ ᠬᠡᠨ ᠴᠦ᠍ ᠦᠭᠡᠢ

ᠮᠢᠨᠢ ᠲᠡᠭᠡᠶ᠎ᠡ ᠬᠤᠶᠠᠷ ᠲᠤᠮᠤ

ᠭᠠᠬᠠᠢ ᠰᠠᠭᠤᠴᠢᠬᠠᠭᠰᠠᠨ ᠮᠠᠠᠭᠠᠳ ᠦᠭᠡᠢ

ᠭᠡᠬᠦ ᠳ᠋ᠡᠭᠡᠨ ᠪᠠᠶ᠋ᠢᠨ᠎ᠠ ᠮᠡᠡᠡᠷᠡᠭᠳᠡᠵᠦ ᠪᠠᠶ᠋ᠢᠨ᠎ᠠ

ᠤᠷᠤᠨ ᠲᠡᠭᠡᠶ᠎ᠡ ᠪᠡᠨ ᠰᠢᠭᠢᠳᠴᠦ ᠪᠠᠶ᠋ᠢᠨ᠎ᠠ

ᠬᠡᠰᠡᠭ ᠵᠠᠭᠤᠷ᠎ᠠ ᠰᠡᠭᠰᠦᠷᠴᠦ ᠪᠠᠶ᠋ᠢᠨ᠎ᠠ

ᠮᠡᠳᠡᠷᠡᠯ ᠊ᠦᠨ ᠰᠠᠯᠠᠭᠠᠨ ᠡᠴᠡ ᠡᠮᠴᠢᠯᠡᠵᠦ ᠪᠠᠶ᠋ᠢᠨ᠎ᠠ

ᠭᠡᠳᠡᠷᠭᠦ ᠬᠠᠷᠠᠭᠰᠠᠨ ᠰᠤᠪᠢᠯᠠᠭᠴᠢ ᠴᠠᠭᠠᠨ᠎ᠠ ᠲᠠᠷᠢᠶ᠎ᠠ ᠰᠢᠬᠠᠭᠠᠳ ᠨᠢᠰᠤᠯᠠᠵᠤ ᠪᠠᠶ᠋ᠢᠨ᠎ᠠ

ᠴᠠᠬᠢᠯᠭᠠ ᠶᠡᠩᠳᠦᠷ ᠮᠢᠨᠢ ᠲᠡᠭᠡᠶ᠎ᠡ ᠡᠴᠡ ᠬᠤᠶᠠᠷ ᠲᠠᠬᠢᠨ ᠴᠠᠬᠢᠯᠠᠵᠤ ᠪᠠᠶ᠋ᠢᠨ᠎ᠠ

ᠮᠢᠬᠠᠨᠠᠭ ᠲᠠᠢ ᠲᠡᠯᠭᠡᠴᠡᠨ ᠲᠡᠭᠡᠶ᠎ᠡ ᠮᠢᠨᠦ ᠵᠢᠷᠦᠬᠡ ᠴᠤᠬᠢᠯᠠᠵᠦ ᠪᠠᠶ᠋ᠢᠨ᠎ᠠ

ᠪᠤᠯᠢᠶᠠᠴᠢ ᠳ᠋ᠡ ᠪᠤᠯᠢᠶᠠᠴᠢ ᠳ᠋ᠡ

ᠪᠢ ᠬᠦᠮᠦᠨ ᠪᠢᠰᠢ ᠡᠪᠳᠡᠷᠡᠬᠦᠢ ᠲᠷᠠᠺᠲ᠋ᠣᠷ ᠊ᠤᠤ

ᠠᠷᠠᠢ ᠴᠤ᠌ ᠳ᠋ᠠ ᠠᠷᠠᠢ ᠴᠤ᠌ ᠳ᠋ᠠ

ᠡᠯᠧᠺᠲ᠋ᠷᠣᠨ ᠲᠣᠭᠯᠠᠭᠠᠮ ᠲᠠᠢ ᠺᠣᠮᠫᠢᠶᠦ᠋ᠲ᠋ᠧᠷ ᠊ᠤᠤ

ᠠᠯᠢ ᠲᠦᠷᠦᠭᠦᠦ ᠨᠠᠮ᠎ᠠ ᠊ᠢ ᠦᠬᠢᠶᠠᠯᠳᠠᠯᠠ ᠰᠢᠭᠠᠠᠯᠠ

ᠨᠢᠭᠡ ᠮᠡᠸᠲᠷ ᠊ᠤᠨ ᠵᠡᠭᠦᠦ ᠪᠡᠷ ᠡᠭᠡᠷᠡᠡᠳᠡᠯ

ᠹᠦᠷᠠᠩᠺᠡᠨᠰᠢᠲᠠᠨ ᠢ ᠦᠢᠯᠡᠳᠦᠭᠰᠡᠨ ᠲᠤᠺᠲᠥᠷ ᠶᠤᠮ ᠰᠢᠭ

ᠭᠠᠯᠵᠠᠭᠤ ᠡᠮᠴᠢ ᠨᠠᠷ ᠥᠭᠡᠳᠡ ᠡᠴᠡ ᠳᠠᠭᠠᠷᠢᠲᠠᠯᠠ

ᠪᠣᠰᠤᠨ᠎ᠠ ᠭᠡᠬᠦ ᠪᠡᠷ ᠡᠷᠢᠶᠡᠯᠵᠡᠨ᠎ᠡ

ᠲᠡᠮᠦᠷ ᠤᠷᠤᠨ ᠳ᠋ᠤ᠌ ᠡᠷᠢᠶᠡᠨ ᠴᠠᠮᠴᠠ

ᠨᠥᠭᠦᠬᠡ ᠲᠠᠯ᠎ᠠ ᠢᠨ ᠤᠷᠤᠨ ᠲᠡᠭᠡᠶ᠎ᠡ

ᠰᠠᠬᠠᠯᠲᠤ ᠴᠥᠢᠨᠥᠮ ᠨᠡᠯᠢᠶᠡᠳ ᠴᠠᠭᠠᠨ᠎ᠠ

ᠮᠡᠨᠳᠦ ᠰᠠᠶ᠋ᠢᠨ ᠮᠢᠨᠦ ᠲᠡᠭᠦᠦ

ᠪᠢᠷ ᠴᠠᠭᠠᠰᠤ ᠴᠡᠭᠡᠷ ᠲᠠᠢ ᠰᠢᠦ

ᠡᠨᠡ ᠴᠠᠭ ᠲᠤ᠌ ᠪᠢᠳᠡ ᠬᠣᠶᠠᠷ

ᠶᠠᠭᠤ ᠴᠤ᠌ ᠪᠤᠯᠤᠭᠰᠠᠨ ᠴᠤ᠌ ᠭᠡᠮ ᠲᠠᠢ ᠰᠢᠦ

ᠠᠵᠢᠭ ᠴᠤ᠌ ᠦᠭᠡᠢ ᠬᠡᠯᠲᠦᠷᠢᠵᠦ ᠪᠠᠶ᠋ᠢᠨ᠎ᠠ

ᠠᠶᠤᠵᠦ ᠪᠢ ᠴᠡᠴᠡᠷᠡᠵᠦ ᠲᠠᠭᠵᠢᠬᠤ ᠦᠭᠡᠢ

ᠪᠤᠰᠤᠳ ᠊ᠤᠨ ᠬᠠᠷᠠᠴᠠᠨ ᠳ᠋ᠤ᠌ ᠨᠡᠶ᠋ᠢᠴᠡᠬᠦ ᠥᠬᠡᠢ

ᠪᠢ ᠶᠠᠭᠠᠬᠢᠪᠠᠯ ᠶᠠᠭᠠᠬᠢᠨ᠎ᠠ ᠶᠠᠭᠠᠬᠢᠪᠠᠯ ᠶᠠᠭᠠᠬᠢᠨ᠎ᠠ

ᠪᠤᠰᠤᠳ ᠊ᠤᠨ ᠠᠮᠠ ᠮᠠᠭᠤᠯᠠᠵᠤ ᠯᠠ ᠪᠠᠶ᠋ᠢᠭ

ᠴᠢᠬᠢ ᠮᠢᠨᠢ ᠲᠦᠭᠵᠢᠷᠡᠵᠦ ᠲᠠᠭᠵᠢᠷᠡᠵᠦ ᠪᠠᠶ᠋ᠢᠨ᠎ᠠ

ᠲᠦᠯᠡᠢ ᠲᠤᠩᠭᠤᠢ ᠲᠦᠮᠪᠡᠭᠡ ᠮᠢᠬ᠎ᠠ ᠰᠢᠭ

ᠪᠢ ᠶᠠᠭᠠᠬᠢᠪᠠᠯ ᠶᠠᠭᠠᠬᠢᠨ᠎ᠠ ᠶᠠᠭᠠᠬᠢᠪᠠᠯ ᠶᠠᠭᠠᠬᠢᠨ᠎ᠠ

ᠮᠠᠰᠲ᠋ᠧᠷ ᠴᠥᠢᠨᠥᠮ ᠨᠡᠷ᠎ᠡ ᠲᠦᠷᠦ ᠨᠠᠮ᠎ᠠ ᠢ ᠲᠣᠭᠣᠷᠢᠭᠰᠠᠨ ᠴᠢᠨᠣ᠎ᠠ ᠶᠤᠮ

ᠮᠢᠨᠦ ᠠᠯᠳᠠᠭ᠎ᠠ ᠲᠡᠳᠡᠨ ᠊ᠦ ᠨᠢᠳᠦᠨ ᠳ᠋ᠦ᠍ ᠬᠣᠴᠣᠷᠴᠤ ᠶᠠᠪᠤᠭᠰᠠᠨ ᠬᠤᠨᠢ ᠶᠤᠮ

ᠬᠠᠷ᠎ᠠ ᠬᠤᠷᠠᠨ ᠱᠠᠩᠳᠤ ᠬᠡᠶ᠋ᠢᠪᠦᠩ ᠶᠤᠸᠠᠨ ᠮᠢᠨ ᠶᠤᠸᠠᠨ ᠊ᠤ ᠪᠠᠭᠤᠷᠢ ᠶᠤᠮ

ᠬᠡᠳᠦᠢ ᠭᠢᠯᠠᠯᠵᠠᠵᠤ ᠪᠠᠶ᠋ᠢᠭᠰᠠᠨ ᠴᠤ᠌ ᠰᠢᠳᠠᠭᠰᠠᠨ ᠭᠡᠷ ᠊ᠦᠨ ᠰᠠᠭᠤᠷᠢ ᠶᠤᠮ

ᠲᠡᠳᠡ ᠴᠢᠨᠣ᠎ᠠ ᠶᠤᠮ

ᠪᠢ ᠤᠯᠠᠭᠠᠨ ᠮᠠᠯᠠᠭᠠᠶ᠋ᠢᠲᠤ

ᠲᠡᠳᠡ ᠴᠢᠨᠣ᠎ᠠ ᠶᠤᠮ

ᠡᠮᠡᠭᠡᠨ ᠪᠤᠯᠤᠭᠠᠳ ᠨᠠᠮ᠎ᠠ ᠢ ᠰᠠᠭᠠᠨ᠎ᠠ ᠊ᠤᠤ

ᠪᠤᠶᠤᠤ ᠢᠨ ᠴᠢᠨᠢ ᠱᠤᠭ ᠶᠤᠮ

ᠲᠡᠳᠡ ᠱᠤᠯᠤᠮ

ᠪᠢ ᠲᠠᠩᠰᠤᠭ ᠯᠠᠮᠠ

ᠲᠡᠳᠡ ᠱᠤᠯᠤᠮ

ᠨᠠᠶᠠᠨ ᠨᠢᠭᠡᠨ ᠳᠠᠪᠠᠭ᠎ᠠ ᠨᠠᠳᠠ ᠳ᠋ᠤ᠌

ᠵᠤᠭᠠᠴᠠᠯ ᠊ᠤᠨ ᠴᠢᠭ ᠶᠤᠮ

ᠵᠢᠯᠤᠭᠠᠴᠢ ᠪᠤᠨᠢᠶᠡ ᠬᠢᠵᠢᠭᠴᠢ ᠪᠤᠨᠢᠶᠠ ᠨᠢᠷᠠᠪᠠᠴᠢ ᠪᠤᠨᠢᠶᠠ ᠴᠠᠭᠳᠠᠭ᠎ᠠ ᠪᠤᠨᠢᠶᠠ

ᠬᠤᠶᠠᠷ ᠵᠢᠯ ᠡᠮᠦᠨ᠎ᠡ ᠪᠢ ᠪᠤᠯ ᠭᠡᠨᠡᠨ ᠴᠠᠶ᠋ᠢᠯᠭᠠᠨ ᠲᠡᠨᠡᠭ ᠪᠤᠨᠢᠶᠠ

ᠵᠢᠯᠢᠢᠭᠴᠢ ᠫᠠᠶ᠋ᠢᠬᠢ ᠲᠠᠯᠠᠶ᠋ᠢᠭᠴᠢ ᠪᠢᠬᠢ ᠵᠢᠬᠢ ᠵᠢᠬᠢ ᠰᠡᠯᠢᠮ ᠱᠡᠸᠳᠢ

ᠬᠤᠶᠠᠷ ᠵᠢᠯ ᠢᠨ ᠲᠠᠷᠠᠭ᠎ᠠ ᠲᠠᠭᠤ ᠮᠢᠨᠢ ᠴᠢᠬᠡᠪᠴᠢ ᠲᠠᠮᠵᠢᠨ ᠴᠢᠨᠢ ᠮᠢᠨᠦ

ᠭᠤᠷᠢ ᠭᠤᠶ᠋ᠢᠵᠢᠨ ᠵᠤᠭᠤᠭ ᠨᠠᠮ᠎ᠠ ᠢ ᠤᠨᠤᠭᠠᠨ ᠭᠡᠪᠡᠯ ᠵᠠᠶ᠋ᠢᠯ

ᠵᠠᠮ ᠡᠴᠡ ᠵᠠᠶ᠋ᠢᠯ ᠮᠠᠭᠤᠰᠠᠶ᠋ᠢᠨ ᠤᠰᠤᠨ ᠫᠤᠤ ᠲᠠᠢ ᠭᠠᠶ᠋ᠢᠨ

ᠡᠨᠡ ᠪᠤᠯ ᠴᠢ ᠪᠢᠳᠡ ᠬᠣᠶᠠᠷ ᠢᠨ ᠲᠠᠶ᠋ᠢᠨ ᠮᠥᠷᠦᠢᠴᠡᠭᠡᠨ

ᠤᠨᠲᠠᠵᠤ ᠪᠠᠶ᠋ᠢᠬᠤ ᠳ᠋ᠤ᠌ ᠰᠡᠷᠭᠦᠭᠡᠭᠰᠡᠨ

ᠬᠠᠮᠤᠬ ᠊ᠤᠨ ᠰᠠᠶ᠋ᠢᠨ

ᠦᠷ᠎ᠡ ᠳ᠋ᠦ᠋ᠩ ᠨᠢ ᠭᠡᠪᠡᠯ

ᠰᠤᠭᠯᠠᠨᠠ ᠴᠢᠨᠦ ᠬᠡᠯᠡ ᠴᠢᠨᠢ

ᠠᠵᠢᠭ ᠴᠤ᠌ ᠦᠭᠡᠢ ᠬᠡᠯᠲᠦᠷᠢᠵᠦ ᠪᠠᠶ᠋ᠢᠨ᠎ᠠ

ᠠᠶᠤᠵᠦ ᠪᠢ ᠴᠡᠴᠡᠷᠡᠵᠦ ᠲᠠᠭᠵᠢᠬᠤ ᠦᠭᠡᠢ

ᠪᠤᠰᠤᠳ ᠊ᠤᠨ ᠬᠠᠷᠠᠴᠠᠨ ᠳ᠋ᠤ᠌ ᠨᠡᠶ᠋ᠢᠴᠡᠬᠦ ᠥᠬᠡᠢ

ᠪᠢ ᠶᠠᠭᠠᠬᠢᠪᠠᠯ ᠶᠠᠭᠠᠬᠢᠨ᠎ᠠ ᠶᠠᠭᠠᠬᠢᠪᠠᠯ ᠶᠠᠭᠠᠬᠢᠨ᠎ᠠ

ᠪᠤᠰᠤᠳ ᠊ᠤᠨ ᠠᠮᠠ ᠮᠠᠭᠤᠯᠠᠵᠤ ᠯᠠ ᠪᠠᠶ᠋ᠢᠭ

ᠴᠢᠬᠢ ᠮᠢᠨᠢ ᠲᠦᠭᠵᠢᠷᠡᠵᠦ ᠲᠠᠭᠵᠢᠷᠡᠵᠦ ᠪᠠᠶ᠋ᠢᠨ᠎ᠠ

ᠲᠦᠯᠡᠢ ᠲᠤᠩᠭᠤᠢ ᠲᠦᠮᠪᠡᠭᠡ ᠮᠢᠬ᠎ᠠ ᠰᠢᠭ

ᠪᠢ ᠶᠠᠭᠠᠬᠢᠪᠠᠯ ᠶᠠᠭᠠᠬᠢᠨ᠎ᠠ ᠶᠠᠭᠠᠬᠢᠪᠠᠯ ᠶᠠᠭᠠᠬᠢᠨ᠎ᠠ

ᠨᠠᠮ᠎ᠠ ᠊ᠢ ᠬᠡᠯᠡᠨ᠎ᠡ ᠨᠡᠷᠡᠲᠦ ᠭᠠᠷᠴᠤ ᠤᠪᠤᠷ ᠰᠤᠷᠲᠠᠯ ᠬᠦᠪᠦᠨᠠ

ᠲᠠᠶ᠋ᠢᠰᠠᠨ ᠳ᠋ᠤ᠌ ᠭᠠᠷᠴᠦ ᠲᠠᠭᠤᠤ ᠲᠠᠭᠤᠯᠠᠵᠦ ᠦᠰᠦᠷᠴᠦ ᠲᠡᠭᠳᠡᠵᠦ ᠲᠡᠪᠢᠨᠠ

ᠬᠦᠳᠡᠭᠡ ᠪᠠᠶ᠋ᠢᠬᠤ ᠳ᠋ᠤ᠌ ᠠᠳᠬᠤᠵᠦ ᠪᠠᠶ᠋ᠢᠭᠰᠠᠨ ᠠᠭᠳᠠ ᠢᠨ ᠪᠡᠨ ᠲᠡᠯᠡᠩ ᠳ᠋ᠤ᠌

ᠤᠳᠤ ᠪᠤᠯᠪᠠᠯ ᠬᠤᠲᠠ ᠳ᠋ᠤ᠌ ᠤᠷᠤᠭᠠᠳ ᠥᠬᠢᠳ ᠊ᠦᠨ ᠬᠢᠨᠢ ᠲᠡᠯᠡᠩ ᠳ᠋ᠤ᠌

ᠭᠡᠵᠦ ᠲᠤᠷᠤᠮᠵᠢᠯᠠᠨ ᠮᠠᠭᠤᠯᠠᠨ᠎ᠠ

ᠲᠡᠳᠡ ᠪᠤᠯ ᠪᠥᠭᠰᠥᠨ ᠨᠢ ᠮᠢᠨᠢ ᠲᠡᠪᠡᠩ

ᠨᠠᠮ᠎ᠠ ᠢ ᠦᠷᠭᠦᠯᠵᠢ ᠬᠠᠳᠬᠠᠵᠦ ᠪᠠᠶ᠋ᠢᠳᠠᠭ

ᠤᠲᠤ ᠬᠠᠴᠠᠷ ᠊ᠢ ᠨᠢ ᠲᠡᠭᠡᠶ᠎ᠡ ᠨᠢ

ᠡᠰᠡᠭᠦᠯ ᠠᠪᠰᠠᠨ ᠊ᠤ ᠨᠢ ᠲᠡᠭᠡᠶ᠎ᠡ ᠨᠢ ᠪᠢᠴᠢᠨ᠎ᠡ

ᠤᠷᠤᠰᠢᠯ ᠢᠨ ᠨᠢ ᠦᠭᠡ ᠨᠢ ᠭᠡᠪᠡᠯ

ᠲᠤᠩᠭᠠᠵᠦ ᠪᠤᠲᠤᠵᠦ ᠪᠠᠶ᠋ᠢᠭᠠᠳ ᠪᠢᠴᠢᠨ᠎ᠡ

ᠡᠴᠢᠭᠡ ᠵᠢᠨ ᠴᠢᠨᠢ ᠭᠡᠪᠡᠯ

ᠡᠵᠢ ᠠ᠋ ᠨᠢᠭᠡᠨᠲᠡ ᠪᠢ ᠡᠨᠡ ᠵᠠᠮ ᠊ᠢ ᠰᠣᠩᠭᠣᠴᠢᠬᠠᠭᠰᠠᠨ ᠴᠢᠨᠢ

ᠡᠨᠡ ᠨᠢᠭᠡ ᠬᠡᠳᠦᠨ ᠬᠡᠦᠬᠡᠳ ᠨᠠᠮ᠎ᠠ ᠢ ᠴᠢᠴᠢᠯᠡᠵᠦ ᠪᠠᠶ᠋ᠢᠨ᠎ᠠ

ᠤᠳᠤ ᠮᠢᠨᠦ ᠰᠠᠯᠲᠠᠭᠠᠨ ᠲᠤᠤᠭᠤᠷ ᠲᠡᠶ᠋ᠢᠴᠢᠯᠡᠵᠦ ᠪᠠᠶ᠋ᠢᠨ᠎ᠠ

ᠠᠭᠤᠴᠢᠯᠠᠭᠠᠷᠠᠢ ᠠᠭᠤᠴᠢᠯᠠᠭᠠᠷᠠᠢ ᠭᠡᠵᠦ ᠬᠡᠯᠡᠵᠦ ᠪᠠᠶ᠋ᠢᠨ᠎ᠠ

ᠬᠠᠯᠳᠠᠭᠠᠳ ᠬᠠᠯᠳᠠᠭᠠᠳ ᠬᠠᠶᠠᠭᠠᠨ ᠳ᠋ᠤ᠌ ᠮᠢᠨᠢ ᠪᠠᠭᠠᠰᠦ ᠠᠯᠳᠠᠵᠦ ᠪᠠᠶ᠋ᠢᠨ᠎ᠠ

ᠭᠠᠯᠵᠠᠭᠤ ᠬᠦᠮᠦᠰ ᠨᠠᠮ᠎ᠠ ᠢ ᠲᠤᠭᠤᠷᠢᠨ ᠡᠮᠴᠢᠯᠡᠵᠦ ᠪᠠᠶ᠋ᠢᠨ᠎ᠠ

ᠢᠪᠢᠷ ᠰᠢᠪᠡᠷ ᠶᠠᠷᠢᠵᠤ ᠪᠠᠶ᠋ᠢᠨ᠎ᠠ ᠲᠠᠯ᠎ᠠ ᠲᠠᠯ᠎ᠠ ᠳ᠋ᠦ᠋ ᠴᠢᠨᠢ

ᠵᠡᠭᠦᠳᠦᠨ ᠳ᠋ᠡᠭᠡᠨ ᠰᠡᠷᠡᠵᠦ ᠲᠡᠶ᠋ᠢᠯᠬᠦ ᠦᠭᠡᠢ ᠲᠡᠶ᠋ᠢᠴᠢᠯᠡᠵᠦ ᠪᠠᠶ᠋ᠢᠨ᠎ᠠ

ᠠᠵᠢᠭ ᠴᠤ᠌ ᠦᠭᠡᠢ ᠬᠡᠯᠲᠦᠷᠢᠵᠦ ᠪᠠᠶ᠋ᠢᠨ᠎ᠠ

ᠠᠶᠤᠵᠦ ᠪᠢ ᠴᠡᠴᠡᠷᠡᠵᠦ ᠲᠠᠭᠵᠢᠬᠤ ᠦᠭᠡᠢ

ᠪᠤᠰᠤᠳ ᠊ᠤᠨ ᠬᠠᠷᠠᠴᠠᠨ ᠳ᠋ᠤ᠌ ᠨᠡᠶ᠋ᠢᠴᠡᠬᠦ ᠥᠬᠡᠢ

ᠪᠢ ᠶᠠᠭᠠᠬᠢᠪᠠᠯ ᠶᠠᠭᠠᠬᠢᠨ᠎ᠠ ᠶᠠᠭᠠᠬᠢᠪᠠᠯ ᠶᠠᠭᠠᠬᠢᠨ᠎ᠠ

ᠪᠤᠰᠤᠳ ᠊ᠤᠨ ᠠᠮᠠ ᠮᠠᠭᠤᠯᠠᠵᠤ ᠯᠠ ᠪᠠᠶ᠋ᠢᠭ

ᠴᠢᠬᠢ ᠮᠢᠨᠢ ᠲᠦᠭᠵᠢᠷᠡᠵᠦ ᠲᠠᠭᠵᠢᠷᠡᠵᠦ ᠪᠠᠶ᠋ᠢᠨ᠎ᠠ

ᠲᠦᠯᠡᠢ ᠲᠤᠩᠭᠤᠢ ᠲᠦᠮᠪᠡᠭᠡ ᠮᠢᠬ᠎ᠠ ᠰᠢᠭ

ᠪᠢ ᠶᠠᠭᠠᠬᠢᠪᠠᠯ ᠶᠠᠭᠠᠬᠢᠨ᠎ᠠ ᠶᠠᠭᠠᠬᠢᠪᠠᠯ ᠶᠠᠭᠠᠬᠢᠨ᠎ᠠ

下载地址:

此为隐藏内容,需人机验证后查看下载!