作词 : 那迩迈/准噶尔乐队
作曲 : 那迩迈/准噶尔乐队
编曲 : 那迩迈/准噶尔乐队
ᠠᠭᠤᠴᠢᠯᠠᠭᠠᠷᠠᠢ
混音:那迩迈
ᠬᠤᠪᠢ ᠵᠠᠶᠠᠭᠠᠨ ᠳ᠋ᠤ ᠤᠴᠢᠷᠠᠭ᠍ᠰᠡᠨ
ᠬᠣᠣᠰ ᠦᠭᠡᠢ ᠰᠡᠳᠬᠢᠯ ᠪᠡᠨ ᠬᠤᠪᠢᠶᠠᠯᠴᠠᠬᠤ
ᠬᠦᠭᠡᠷᠤᠬᠥᠨ ᠭᠤᠸ᠎ᠠ ᠴᠢᠮᠠᠶᠢ ᠪᠡᠨ
ᠭᠣᠮᠣᠳᠠᠭᠠᠵᠤ ᠣᠳᠣᠭᠰᠠᠨ ᠢ ᠮᠢᠨᠢ ᠠᠭᠤᠴᠢᠯᠨᠤ
ᠨᠠᠮᠤᠷ ᠪᠤᠴᠠᠬᠤ ᠰᠢᠪᠠᠭᠤᠳ ᠲᠠᠢ ᠴᠣᠭ
ᠬᠥᠰᠯᠠᠩ ᠮᠦᠷᠤᠭᠡᠳᠤᠯ ᠢᠶᠠᠨ ᠪᠦᠲᠦᠭᠡᠬᠦ ᠭᠡᠳ
ᠠᠪᠤ ᠡᠵᠢ ᠬᠣᠶᠠᠷ ᠢ ᠪᠡᠨ
ᠣᠷᠬᠢᠭᠠᠳ ᠶᠠᠪᠤᠭᠰᠠᠨ ᠢ ᠮᠢᠨᠢ ᠠᠭᠤᠴᠢᠯᠨᠤ
ᠰᠥᠨᠢ ᠶ᠋ᠢᠨ ᠣᠳᠣᠳ
ᠰᠡᠳᠬᠢᠯ ᠢᠶᠠᠨ ᠲᠠᠢᠳᠬᠤᠷᠠᠭᠤᠯᠵᠤ ᠶᠠᠷᠢᠬᠤ ᠶᠤᠮ
ᠰᠠᠢᠬᠠᠨ ᠨᠤᠲᠤᠭ ᠢᠶᠠᠨ ᠰᠠᠨᠠᠬᠤ ᠪᠠᠷ ᠢᠶᠠᠨ
ᠰᠠᠯᠬᠢᠨ ᠳ᠋ᠤ ᠰᠡᠮᠬᠡᠨ ᠰᠢᠪᠡᠨᠡᠮ
ᠨᠠᠯᠠᠭᠠᠷ ᠶᠡᠬᠡ ᠲᠠᠯ᠎ᠠ ᠳ᠋ᠠᠭᠠᠨ
ᠨᠢᠭᠦᠯ ᠪᠤᠶᠠᠨ ᠢᠶᠠᠨ ᠳᠠᠭᠠᠳᠬᠠᠶ᠎ᠠ
ᠨᠢᠯᠪᠤᠰᠤ ᠪᠠᠨ ᠠᠷᠭᠠᠳᠠᠭᠰᠠᠨ ᠰᠡᠳᠬᠢᠯ ᠢ ᠮᠢᠨᠢ
ᠨᠤᠲᠤᠭ ᠤᠨ ᠰᠠᠬᠢᠭᠤᠰᠤ ᠮᠢᠨᠢ ᠠᠭᠤᠴᠢᠯᠨᠤ
ᠬᠠᠨ ᠲᠡᠭ᠍ᠷᠢ ᠡᠴᠡ ᠰᠦᠨᠡᠰᠦ ᠭᠣᠶᠣᠵᠤ
ᠭᠠᠭᠴᠠ ᠯᠠ ᠵᠠᠶᠠᠭᠠᠭᠰᠠᠨ ᠨᠤᠲᠤᠭ ᠲᠠᠭᠠᠨ
ᠭᠠᠰᠠᠯᠤᠭ ᠤᠨ ᠵᠤᠪᠠᠯᠠᠩ ᠠᠮᠰᠤᠭᠠ ᠦᠭᠡᠢ ᠴᠤ
ᠬᠠᠶᠠᠭᠠᠳ ᠶᠠᠪᠤᠭᠰᠠᠨ ᠢ ᠮᠢᠨᠢ ᠠᠭᠤᠴᠢᠯᠨᠤ
ᠠᠯᠢᠶ᠎ᠠ ᠨᠠᠰᠤᠨ ᠤ ᠳᠤᠷᠠᠳᠬᠠᠯ ᠰᠡᠷᠡᠭᠡᠬᠦ
ᠠᠨᠳᠠ ᠲᠠᠩᠭᠠᠷᠢᠭ ᠤᠨ ᠪᠠᠷᠢᠯᠳᠤᠭ᠎ᠠ ᠲᠠᠢ
ᠠᠵᠠ ᠶᠢᠨ ᠰᠠᠢᠬᠠᠨ ᠨᠠᠢᠢᠵᠢ ᠲᠠᠢ ᠪᠠᠨ
ᠳᠠᠭᠤᠯᠠᠵᠤ ᠶᠠᠪᠤᠬᠤ ᠪᠠᠨ ᠰᠠᠨᠠᠬᠤ ᠶᠤᠮ
ᠰᠥᠨᠢ ᠶ᠋ᠢᠨ ᠣᠳᠣᠳ
ᠰᠡᠳᠬᠢᠯ ᠢᠶᠠᠨ ᠲᠠᠢᠳᠬᠤᠷᠠᠭᠤᠯᠵᠤ ᠶᠠᠷᠢᠬᠤ ᠶᠤᠮ
ᠰᠠᠢᠬᠠᠨ ᠨᠤᠲᠤᠭ ᠢᠶᠠᠨ ᠰᠠᠨᠠᠬᠤ ᠪᠠᠷ ᠢᠶᠠᠨ
ᠰᠠᠯᠬᠢᠨ ᠳ᠋ᠤ ᠰᠡᠮᠬᠡᠨ ᠰᠢᠪᠡᠨᠡᠮ
ᠨᠠᠯᠠᠭᠠᠷ ᠶᠡᠬᠡ ᠲᠠᠯ᠎ᠠ ᠳ᠋ᠠᠭᠠᠨ
ᠨᠢᠭᠦᠯ ᠪᠤᠶᠠᠨ ᠢᠶᠠᠨ ᠳᠠᠭᠠᠳᠬᠠᠶ᠎ᠠ
ᠨᠢᠯᠪᠤᠰᠤ ᠪᠠᠨ ᠠᠷᠭᠠᠳᠠᠭᠰᠠᠨ ᠰᠡᠳᠬᠢᠯ ᠢ ᠮᠢᠨᠢ
ᠨᠤᠲᠤᠭ ᠤᠨ ᠰᠠᠬᠢᠭᠤᠰᠤ ᠮᠢᠨᠢ ᠠᠭᠤᠴᠢᠯᠨᠤ

热门推荐| 1 | |
|---|---|
| 2 | |
| 3 | |
| 4 | |
| 5 | |
| 6 | |
| 7 | |
| 8 | |
| 9 | |
| 10 |