萨和娅 Sahia-四季之韵 Durvun Ulirliiin Baysal歌曲免费下载

《萨和娅 Sahia-四季之韵 Durvun Ulirliiin Baysal》歌曲详情

作词 : Chuluunchimeg

作曲 : Chuluunchimeg

ᠳᠦᠷᠪᠡᠨ ᠤᠯᠠᠷᠢᠯ ᠊ᠤᠨ ᠪᠠᠶᠠᠰᠤᠯ

ᠦᠭᠡ᠂ ᠠᠶ᠎ᠠ᠄ ᠯ᠂ ᠴᠢᠯᠠᠭᠤᠨᠴᠢᠮᠡᠭ( ᠮᠤᠩᠭᠤᠯ ᠤᠯᠤᠰ ᠊ᠤᠨ ᠭᠠᠪᠢᠶᠠᠲᠤ ᠵᠦᠵᠦᠭᠡᠴᠢᠨ)

ᠳᠠᠭᠤᠴᠢᠨ᠄ ᠰᠠᠬᠢᠶ᠎ᠠ

ᠵᠤᠨ ᠊ᠤ ᠰᠡᠪᠡᠭᠡᠷ ᠰᠠᠯᠬᠢᠨ ᠳ᠋ᠤ ᠨᠢ

ᠵᠤᠯᠵᠠᠭᠠᠨ ᠮᠤᠳᠤᠳ ᠪᠦᠵᠢᠭᠡᠳ ᠪᠠᠶ᠋ᠢᠨ᠎ᠠ

ᠵᠤᠯ ᠬᠤᠩᠭᠤᠷ ᠵᠠᠯᠠᠭᠤᠰ ᠊ᠤᠨ

ᠵᠢᠷᠦᠬᠡ ᠰᠡᠳᠬᠢᠯ ᠳᠤᠭᠳᠤᠯᠤᠭᠠᠳ ᠪᠠᠶ᠋ᠢᠨ᠎ᠠ

ᠬᠤᠤᠰᠯᠠᠨ ᠲᠤᠪᠰᠢᠬᠤ ᠠᠯᠬᠤᠭᠠᠨ ᠳ᠋ᠤ ᠨᠢ

ᠬᠠᠪᠢ ᠵᠢᠨ ᠴᠡᠴᠡᠭᠡᠰ ᠨᠠᠶ᠋ᠢᠭᠤᠭᠠᠳ ᠪᠠᠶ᠋ᠢᠨ᠎ᠠ

ᠬᠤᠩᠭᠤᠷ ᠬᠤᠩᠭᠤᠷ ᠰᠡᠪᠰᠢᠶᠠᠨ ᠳ᠋ᠤ ᠨᠢ

ᠬᠤᠷᠮᠤᠢ ᠵᠢᠨ ᠦᠵᠦᠭᠦᠷ ᠳᠡᠷᠪᠡᠭᠡᠳ ᠯᠡ ᠪᠠᠶ᠋ᠢᠨ᠎ᠠ

•

ᠨᠠᠶ᠋ᠢᠭᠤᠨ ᠨᠠᠶ᠋ᠢᠭᠤᠬᠤ ᠰᠠᠯᠬᠢᠨ ᠳ᠋ᠤ ᠨᠢ

ᠨᠠᠪᠴᠢᠨ ᠊ᠤ ᠦᠵᠦᠭᠦᠷ ᠬᠡᠶ᠋ᠢᠰᠤᠭᠡᠳ ᠪᠠᠶ᠋ᠢᠨ᠎ᠠ

ᠨᠠᠰᠤᠨ ᠬᠤᠩᠭᠤᠷ ᠵᠠᠯᠠᠭᠤᠰ ᠊ᠤᠨ

ᠨᠠᠶ᠋ᠢᠷᠰᠠᠭ ᠰᠡᠳᠬᠢᠯ ᠤᠨᠳᠤᠷᠠᠭᠠᠳ ᠪᠠᠶ᠋ᠢᠨ᠎ᠠ

ᠰᠡᠮ ᠰᠡᠮᠬᠡᠨ ᠠᠯᠬᠤᠭᠠᠨ ᠳ᠋ᠤ ᠨᠢ

ᠰᠡᠳᠬᠢᠯ ᠨᠢᠭᠡ ᠯᠡ ᠪᠠᠶᠠᠰᠤᠭᠠᠳ ᠪᠠᠶ᠋ᠢᠨ᠎ᠠ

ᠰᠡᠷᠢᠭᠦᠨ ᠨᠠᠮᠤᠷ ᠊ᠤᠨ ᠦᠳᠡᠰᠢ ᠪᠡᠷ ᠨᠢ

ᠰᠡᠷᠭᠦᠭᠰᠡᠨ ᠢᠨᠢᠶᠡᠳᠦ ᠴᠠᠯᠭᠢᠭᠠᠳ ᠯᠡ ᠪᠠᠶ᠋ᠢᠨ᠎ᠠ

•

ᠴᠠᠶ᠋ᠢᠷᠠᠬᠤ ᠴᠠᠭᠠᠨ ᠡᠭᠦᠯᠡ ᠠ᠋ᠴᠠ ᠨᠢ

ᠴᠠᠰᠤᠨ ᠊ᠤ ᠰᠢᠷᠬᠡᠭ ᠪᠠᠭᠤᠭᠠᠳ ᠪᠠᠶ᠋ᠢᠨ᠎ᠠ

ᠴᠢᠮᠠᠶ᠋ᠢ ᠨᠠᠮᠠᠶ᠋ᠢ ᠪᠠᠶᠠᠰᠬᠠᠭᠠᠳ ᠯᠡ

ᠴᠠᠶ᠋ᠢᠯᠭᠠᠨ ᠵᠢᠷᠦᠬᠡ ᠤᠶᠠᠰᠤᠭᠠᠳ ᠪᠠᠶ᠋ᠢᠨ᠎ᠠ

ᠪᠤᠳᠠᠷᠠᠬᠤ ᠴᠠᠰᠤᠨ ᠊ᠤ ᠠᠶᠠᠰ ᠵᠢᠠᠷ ᠨᠢ

ᠪᠤᠳᠤᠯ ᠳ᠋ᠤ ᠨᠢᠭᠡ ᠯᠡ ᠲᠤᠭᠲᠠᠭᠤᠨ ᠪᠠᠶ᠋ᠢᠨ᠎ᠠ

ᠪᠤᠯᠭᠢᠯᠠᠬᠤ ᠵᠢᠷᠦᠬᠡ ᠪᠡᠨ ᠳᠠᠭᠠᠭᠠᠳ ᠯᠠ

ᠪᠤᠯᠵᠤᠭᠠᠨ ᠳ᠋ᠤ ᠨᠢᠭᠡ ᠯᠡ ᠶᠠᠭᠠᠷᠠᠭᠠᠳ ᠪᠠᠶ᠋ᠢᠨ᠎ᠠ

•

ᠤᠷᠢᠨ ᠴᠠᠭ ᠨᠢ ᠢᠷᠡᠬᠦ ᠪᠡᠷ ᠨᠢ

ᠠᠭᠤᠯᠠ ᠵᠢᠨ ᠭᠣᠷᠣᠬ᠎ᠠ ᠳᠠᠭᠤᠯᠠᠭᠠᠳ ᠪᠠᠶ᠋ᠢᠨ᠎ᠠ

ᠤᠰᠤᠨ ᠊ᠤ ᠰᠢᠪᠠᠭᠤᠳ ᠭᠠᠩᠭᠠᠨᠠᠭᠠᠳ ᠯᠡ

ᠤᠷᠤᠰᠬᠠᠯ ᠳᠤᠮᠳᠠ ᠪᠡᠨ ᠬᠦᠪᠪᠦᠭᠡᠳ ᠪᠠᠶ᠋ᠢᠨ᠎ᠠ

ᠴᠡᠯᠡᠭᠡᠷ ᠲᠠᠯ᠎ᠠ ᠮᠢᠨᠢ ᠭᠤᠶᠤᠭᠠᠳ ᠯᠡ

ᠴᠡᠩᠬᠡᠷ ᠢᠷᠭᠤᠢ ᠳᠠᠪᠢᠰᠦᠭᠡᠳ ᠪᠠᠶ᠋ᠢᠨ᠎ᠠ

ᠴᠢᠨᠦ ᠮᠢᠨᠦ ᠬᠠᠶ᠋ᠢᠷᠠᠨ ᠳ᠋ᠤ ᠨᠢ

ᠴᠡᠩᠭᠡᠯ ᠵᠢᠷᠭᠠᠯ ᠳᠦᠭᠦᠷᠡᠭᠡᠳ ᠪᠠᠶ᠋ᠢᠨ᠎ᠠ

ᠴᠡᠯᠡᠭᠡᠷ ᠲᠠᠯ᠎ᠠ ᠮᠢᠨᠢ ᠭᠤᠶᠤᠭᠠᠳ ᠯᠡ

ᠴᠡᠩᠬᠡᠷ ᠢᠷᠭᠤᠢ ᠳᠠᠪᠢᠰᠦᠭᠡᠳ ᠪᠠᠶ᠋ᠢᠨ᠎ᠠ

ᠴᠢᠨᠦ ᠮᠢᠨᠦ ᠬᠠᠶ᠋ᠢᠷᠠᠨ ᠳ᠋ᠤ ᠨᠢ

ᠴᠡᠩᠭᠡᠯ ᠵᠢᠷᠭᠠᠯ ᠳᠦᠭᠦᠷᠡᠭᠡᠳ ᠪᠠᠶ᠋ᠢᠨ᠎ᠠ

下载地址:

此为隐藏内容,需人机验证后查看下载!