Uvertura/Чимэдцэеэ Ш.-Тэнгэр Ээж Минь Өршөө歌曲免费下载

《Uvertura/Чимэдцэеэ Ш.-Тэнгэр Ээж Минь Өршөө》歌曲详情

作词 : Чимэдцэеэ Шарын

作曲 : Батсайхан Батсайхан

ᠲᠡᠭᠡᠭᠡᠵᠦ ᠲᠥᠷᠥᠭᠦᠯᠦᠭᠰᠡᠨ ᠠᠴᠢ ᠶ᠋ᠢ ᠨᠢ

ᠲᠡᠳᠬᠦᠵᠦ ᠬᠠᠷᠢᠭᠤᠯᠬᠤ ᠵᠠᠪ ᠦᠭᠡᠢ ᠶᠠᠪᠤᠭ᠎ᠠ

ᠲᠡᠨᠡᠭᠬᠡᠨ ᠬᠦᠦ ᠨᠠᠮ᠎ᠠ ᠶ᠋ᠢ ᠪᠡᠨ

ᠲᠡᠭᠷᠢ ᠡᠵᠢ ᠮᠢᠨᠢ ᠥᠷᠥᠰᠢᠶᠡ ᠥᠷᠥᠰᠢᠶᠡ

ᠲᠤᠤᠯᠢᠮ᠎ᠠ ᠳ᠋ᠤ᠌ ᠭᠠᠭᠴᠠᠬᠠᠨ ᠡᠵᠢ ᠮᠢᠨᠢ

ᠳᠠᠭᠤᠴᠢᠨ ᠬᠦᠦ ᠪᠡᠨ ᠥᠷᠥᠰᠢᠶᠡ

ᠲᠡᠭᠷᠢ ᠡᠵᠢ ᠮᠢᠨᠢ ᠥᠷᠥᠰᠢᠶᠡᠭᠡᠷᠡᠢ

ᠴᠢᠷᠠᠢ ᠲᠠᠢ ᠨᠢᠳᠦᠨ ᠳ᠋ᠦ᠍ ᠦᠵᠡᠭᠳᠡᠭᠡᠳ

ᠰᠠᠨᠠᠭ᠎ᠠ ᠲᠠᠢ ᠪᠡᠶ᠎ᠡ ᠪᠡᠷ ᠯᠤᠭᠰᠢᠭ᠋ᠤᠨ ᠪᠠᠶ᠋ᠢᠨ᠎ᠠ

ᠡᠮᠡᠭᠡᠨ ᠪᠣᠯᠤᠭᠰᠠᠨ ᠡᠵᠢ ᠲᠠᠨ ‍ᠢ ᠪᠡᠨ

ᠡ ᠳ᠋ᠧ ᠮᠥᠨ ᠴᠦ᠍ ᠶᠡᠬᠡ ᠰᠠᠨᠠᠬᠤ ᠯᠡ ᠶᠤᠮ ᠳ᠋ᠡ

ᠠᠯᠠᠭ ᠨᠢᠳᠦᠨ ‍ᠦ ᠮᠢᠨᠢ ᠨᠢᠯᠪᠤᠰᠤ

ᠠᠶᠠᠭ᠎ᠠ ᠪᠠᠨ ᠳᠦᠭᠦᠷᠦᠭᠡᠳ ᠪᠥᠮᠪᠥᠷᠢᠯ᠎ᠡ

ᠠᠢ ᠳ᠋ᠠ ᠮᠥᠨ ᠴᠦ᠍ ᠶᠡᠬᠡ ᠰᠠᠨᠠᠬᠤ ᠯᠠ ᠶᠤᠮ ᠳ᠋ᠠ

ᠰᠢᠭᠦᠳᠡᠷᠢ ᠶ᠋ᠢᠨ ᠮᠥᠩᠭᠥᠨ ᠳᠤᠰᠤᠯ ‍ᠤᠨ ᠣᠷᠣᠨ ᠳ᠋ᠤ᠌

ᠰᠤᠪᠤᠳ ‍ᠤᠨ ᠮᠢᠩᠭᠠᠨ ᠳᠠᠭᠤᠤ ᠶ᠋ᠢ ᠬᠡᠯᠬᠢᠭᠡᠳ

ᠠᠭᠠᠭ ᠲᠠᠢ ᠰᠢᠷᠭᠠᠯ ᠴᠠᠢ ᠶ᠋ᠢᠨ ᠣᠷᠣᠨ ᠳ᠋ᠤ᠌​

ᠠᠮᠢᠯᠠᠭᠤᠯᠵᠤ ᠳᠠᠭᠤᠯᠠᠭᠰᠠᠨ ᠳᠠᠭᠤᠤ ᠪᠠᠨ ᠥᠭᠭᠦᠶ᠎ᠡ

ᠠᠶᠠᠯᠭᠤ ᠰᠢᠩᠭᠡᠭᠡᠭᠰᠡᠨ ᠳᠠᠭᠤᠤ ᠶ᠋ᠢ ᠮᠢᠨᠢ

ᠠᠴᠢᠲᠤ ᠡᠵᠢ ᠮᠢᠨᠢ ᠤᠤᠭᠤ ᠳ᠋ᠠ

ᠠᠶᠠᠭᠠᠯᠠᠨ ᠠᠶᠠᠭᠠᠯᠠᠨ ᠤᠤᠭᠤᠶ᠎ᠠ ᠳ᠋ᠠ

ᠠᠶᠠᠯᠭᠤ ᠰᠢᠩᠭᠡᠭᠡᠭᠰᠡᠨ ᠳᠠᠭᠤᠤ ᠶ᠋ᠢ ᠮᠢᠨᠢ

ᠠᠴᠢᠲᠤ ᠡᠵᠢ ᠮᠢᠨᠢ ᠤᠤᠭᠤ ᠳ᠋ᠠ

ᠠᠶᠠᠭᠠᠯᠠᠨ ᠠᠶᠠᠭᠠᠯᠠᠨ ᠤᠤᠭᠤᠶ᠎ᠠ ᠳ᠋ᠠ

ᠠᠮᠲᠠᠯᠠᠨ ᠠᠮᠲᠠᠯᠠᠨ​ ᠤᠤᠭᠤᠶ᠎ᠠ ᠳ᠋ᠠ

下载地址:

此为隐藏内容,需人机验证后查看下载!