Guys-Сургууль минь баяртай歌曲免费下载

《Guys-Сургууль минь баяртай》歌曲详情

作词 : Guys

作曲 : Guys

ᠰᠤᠷᠭᠠᠭᠤᠯᠢ ᠮᠢᠨᠢ ᠪᠠᠶᠠᠷᠲᠠᠢ

Guys 666 ᠬᠠᠮᠲᠤᠯᠢᠭ ᠳᠠᠭᠤᠯᠠᠪᠠ

ᠰᠡᠭᠦᠯᠴᠢ ᠶ᠋ᠢᠨ ᠴᠠᠰᠤ ᠠᠩᠬᠠᠨ ᠤ ᠪᠣᠷᠣᠭ᠎ᠠ

ᠵᠢᠷᠦᠬᠡ ᠰᠡᠳᠬᠢᠯ ᠳ᠋ᠥ ᠮᠢᠨᠢ ᠳᠤᠷᠠᠰᠤᠮᠵᠢ ᠦᠯᠡᠳᠡᠭᠡᠨ᠎ᠡ

ᠵᠢᠷᠤᠭ ᠤᠨ ᠴᠣᠮᠣᠭ ᠠᠩᠬᠠᠨ ᠤ ᠬᠠᠶ᠋ᠢᠷ᠎ᠠ

ᠵᠥᠭᠡᠯᠡᠨ ᠦᠨᠦᠰᠦᠯᠲᠡ ᠴᠢᠨᠦᠬᠢ ᠯᠡ ᠪᠠᠶ᠋ᠢᠭᠰᠠᠨ

ᠰᠡᠳᠬᠢᠯ ᠦᠨ ᠭᠦᠨ ᠳ᠋ᠥ ᠲᠣᠳᠣᠬᠠᠨ ᠦᠯᠡᠳᠡᠵᠡᠢ

ᠠᠩᠬᠠᠨ ᠤ ᠬᠠᠶ᠋ᠢᠷ᠎ᠠ ᠮᠢᠨᠢ ᠵᠢᠷᠦᠬᠡ ᠶ᠋ᠢ ᠲᠣᠭᠰᠢᠭᠠᠳ

ᠡᠭᠦᠷᠢᠳᠡ ᠶ᠋ᠢᠨ ᠳᠤᠷᠠᠰᠤᠮᠵᠢ ᠦᠨᠡᠨᠴᠢ ᠬᠠᠶ᠋ᠢᠷ᠎ᠠ ᠮᠢᠨᠢ

ᠴᠢᠮᠠᠶ᠋ᠢ ᠳᠠᠭᠤᠯᠠᠶ᠎ᠠ

ᠴᠢᠮᠡᠭᠡ ᠦᠭᠡᠶ᠋ᠢᠬᠡᠨ ᠠᠯᠤᠰᠯᠠᠬᠤ ᠣᠨ ᠵᠢᠯ ᠦᠳ

ᠰᠡᠮᠡᠬᠡᠨ ᠢᠷᠡᠬᠦ ᠳᠤᠷᠠᠰᠤᠮᠵᠢ ᠰᠡᠳᠬᠢᠯ ᠳ᠋ᠥ ᠬᠥᠪᠥᠷᠡᠨ᠎ᠡ

ᠠᠶᠠᠯᠭᠤ ᠳᠠᠭᠤᠤ ᠲᠠᠢ ᠣᠶᠤᠲᠠᠨ ᠨᠠᠰᠤ

ᠴᠢᠮ᠎ᠠ ᠲᠠᠢ ᠮᠢᠨᠢ ᠬᠠᠮᠲᠤ ᠴᠢᠮ᠎ᠠ ᠲᠠᠢ ᠮᠢᠨᠢ ᠬᠠᠮᠲᠤ

ᠬᠠᠶ᠋ᠢᠷᠠᠲᠤ ᠮᠢᠨᠢ ᠬᠠᠶ᠋ᠢᠷᠠᠲᠤ ᠮᠢᠨᠢ

ᠬᠠᠪᠤᠷ ᠬᠠᠪᠤᠷ ᠤᠨ ᠳᠤᠷᠠᠯᠠᠯ ᠳᠤᠷᠠᠰᠤᠮᠵᠢ

ᠬᠥᠩᠭᠡᠬᠡᠨ ᠭᠤᠨᠢᠭ ᠶ᠋ᠶ᠋ᠡᠷ ᠰᠡᠳᠬᠢᠯ ᠳᠦᠭᠦᠷᠭᠡᠭᠡᠳ

ᠮᠥᠩᠭᠥᠨ ᠬᠣᠩᠬᠣᠨ ᠤ ᠵᠢᠩᠭᠢᠨᠡᠬᠦ ᠳᠠᠭᠤᠨ ᠶ᠋ᠶ᠋ᠡᠷ

ᠬᠣᠯᠠᠳᠠᠵᠤ ᠪᠣᠯᠣᠮ᠎ᠠ ᠦᠭᠡᠢ ᠨᠢᠯᠪᠤᠰᠤ ᠤᠷᠤᠰᠤᠨ᠎ᠠ

ᠠᠯᠤᠰ ᠬᠢᠵᠠᠭᠠᠷ ᠲᠣ ᠵᠢᠭᠦᠷ ᠳᠡᠯᠭᠡᠭᠡᠳ

ᠬᠦᠰᠡᠯ ᠦᠨ ᠰᠢᠪᠠᠭᠤ ᠳᠡᠭᠦᠯᠢᠨ ᠨᠢᠰᠦᠯ᠎ᠡ

ᠠᠶ᠎ᠠ ᠣᠶᠤᠲᠠᠨ ᠨᠠᠰᠤ ᠠᠨᠳᠠ ᠨᠠᠶ᠋ᠢᠵᠠ ᠨᠣᠭᠣᠳ ᠮᠢᠨᠢ

ᠬᠠᠮᠲᠤ ᠳ᠋ᠠᠭᠠᠨ ᠳᠠᠭᠤᠯᠠᠶ᠎ᠠ

ᠴᠢᠮᠡᠭᠡ ᠦᠭᠡᠶ᠋ᠢᠬᠡᠨ ᠠᠯᠤᠰᠯᠠᠬᠤ ᠣᠨ ᠵᠢᠯ ᠦᠳ

ᠰᠡᠮᠡᠬᠡᠨ ᠢᠷᠡᠬᠦ ᠳᠤᠷᠠᠰᠤᠮᠵᠢ ᠰᠡᠳᠬᠢᠯ ᠳ᠋ᠥ ᠬᠥᠪᠥᠷᠡᠨ᠎ᠡ

ᠠᠶᠠᠯᠭᠤ ᠳᠠᠭᠤᠤ ᠲᠠᠢ ᠣᠶᠤᠲᠠᠨ ᠨᠠᠰᠤ

ᠴᠢᠮ᠎ᠠ ᠲᠠᠢ ᠮᠢᠨᠢ ᠬᠠᠮᠲᠤ ᠴᠢᠮ᠎ᠠ ᠲᠠᠢ ᠮᠢᠨᠢ ᠬᠠᠮᠲᠤ

ᠵᠢᠯ ᠵᠢᠯ ᠵᠢᠡᠷ ᠠᠯᠤᠰᠯᠠᠬᠤ ᠴᠠᠭ ᠬᠤᠭᠤᠴᠠᠭ᠎ᠠ ᠶ᠋ᠢ ᠪᠢ ᠶᠠᠭᠠᠬᠢᠯᠲᠠᠢ

ᠰᠡᠮ ᠰᠡᠮᠬᠡᠨ ᠵᠢᠡᠷ ᠠᠷᠴᠢᠵᠤ ᠤᠷᠤᠰᠬᠤ ᠨᠢᠯᠪᠤᠰᠤ ᠶ᠋ᠢ ᠲᠠᠭ᠎ᠠ ᠯᠡ ᠳ᠋ᠠ

ᠳᠤᠷᠠᠰᠤᠮᠵᠢ ᠮᠢᠨᠢ ᠳᠤᠷᠠᠯᠠᠯ ᠮᠢᠨᠢ ᠳᠠᠭᠤᠤ ᠮᠢᠨᠢ ᠬᠠᠶ᠋ᠢᠷ᠎ᠠ ᠮᠢᠨᠢ

ᠣᠶᠤᠲᠠᠨ ᠨᠠᠰᠤᠨ ᠤ ᠦᠶᠡᠷᠬᠡᠯ ᠠᠮᠢᠳᠤᠷᠠᠯ ᠤᠨ ᠮᠢᠨᠢ ᠡᠬᠢᠯᠡᠯ ᠶᠤᠮ

ᠬᠠᠪᠤᠷ ᠬᠦᠰᠡᠯ ᠮᠥᠷᠥᠭᠡᠳᠦᠯ ᠳᠤᠷᠠᠯᠠᠯ ᠳᠤᠷᠠᠰᠤᠮᠵᠢ ᠮᠢᠨᠢ ᠰᠡᠷᠭᠦᠨ᠎ᠡ

ᠡᠷᠭᠢᠭᠡᠳ ᠲᠡᠷᠲᠡᠭᠡᠬᠢ ᠣᠨ ᠵᠢᠯ ᠤᠳ ᠵᠢᠡᠷ ᠳᠡᠭᠦᠯᠢᠨ ᠨᠢᠰᠦᠨ᠎ᠡ

ᠠᠨᠳᠠ ᠨᠥᠬᠥᠳ ᠦᠨ ᠢᠲᠡᠭᠡᠯ ᠰᠡᠳᠬᠢᠯ ᠳᠤᠷᠠᠯᠠᠯ ᠬᠠᠶ᠋ᠢᠷ᠎ᠠ ᠬᠦᠰᠡᠯ ᠪᠦᠬᠦᠨ ᠢ ᠳᠠᠭᠤᠯᠠᠶ᠎ᠠ

ᠴᠢᠮᠡᠭᠡ ᠦᠭᠡᠶ᠋ᠢᠬᠡᠨ ᠠᠯᠤᠰᠯᠠᠬᠤ ᠣᠨ ᠵᠢᠯ ᠦᠳ

ᠰᠡᠮᠡᠬᠡᠨ ᠢᠷᠡᠬᠦ ᠳᠤᠷᠠᠰᠤᠮᠵᠢ ᠰᠡᠳᠬᠢᠯ ᠳ᠋ᠥ ᠬᠥᠪᠥᠷᠡᠨ᠎ᠡ

ᠠᠶᠠᠯᠭᠤ ᠳᠠᠭᠤᠤ ᠲᠠᠢ ᠣᠶᠤᠲᠠᠨ ᠨᠠᠰᠤ

ᠴᠢᠮ᠎ᠠ ᠲᠠᠢ ᠮᠢᠨᠢ ᠬᠠᠮᠲᠤ ᠴᠢᠮ᠎ᠠ ᠲᠠᠢ ᠮᠢᠨᠢ ᠬᠠᠮᠲᠤ

ᠬᠠᠶ᠋ᠢᠷᠠᠲᠦ ᠮᠢᠨᠢ

ᠨᠠ ᠨᠠ ᠨᠠ ᠨᠠ ᠨᠠ ᠨᠠ

下载地址:

此为隐藏内容,需人机验证后查看下载!