哈琳-美好的向往 (蒙语)歌曲免费下载

《哈琳-美好的向往 (蒙语)》歌曲详情

词曲:库·多达

ᠭᠠᠵᠠᠷ ᠤᠰᠤ ᠪᠠᠨ ᠰᠠᠨᠠᠭᠠᠳ ᠢᠷᠡᠳᠡᠭ

ᠭᠠᠯᠠᠭᠤ ᠰᠢᠪᠠᠭᠤᠳ ᠤᠨ ᠰᠦᠷᠦᠭ ᠶᠤᠮ ᠳ᠋ᠠ ᠬᠦᠢ

ᠭᠠᠷᠭᠠᠭᠰᠠᠨ ᠥᠷᠥᠭ᠍ᠰᠡᠨ ᠢᠶᠠᠨ ᠬᠠᠢᠭᠠᠳ ᠢᠷᠡᠳᠡᠭ

ᠭᠠᠭᠴᠠᠬᠠᠨ ᠰᠡᠳᠬᠢᠯ ᠲᠠᠢ ᠲᠡᠭᠦᠦ ᠨᠠᠷ ᠶᠤᠮ ᠳ᠋ᠡ ᠬᠦᠢ

ᠡᠠ ᠬᠦᠢ ᠪᠠᠢᠨ᠎ᠠ ᠯᠠ ᠭᠡᠳᠡᠭ ᠴᠢᠨᠢ

ᠶᠠᠮᠠᠷ ᠰᠠᠢᠬᠠᠨ ᠰᠡᠳᠬᠢᠯ ᠶᠤᠮ ᠳ᠋ᠠ ᠬᠦᠢ

ᠡᠡ ᠬᠦᠢ ᠪᠠᠢᠨ᠎ᠠ ᠯᠠ ᠭᠡᠳᠡᠭ ᠴᠢᠨᠢ

ᠶᠠᠮᠠᠷ ᠰᠠᠢᠬᠠᠨ ᠰᠡᠳᠬᠢᠯ ᠶᠤᠮ ᠳ᠋ᠠ ᠬᠦᠢ

ᠰᠠᠭᠠᠢ ᠶ᠋ᠢᠨ ᠵᠠᠯ᠎ᠠ ᠳᠡᠭᠡᠷ᠎ᠡ ᠴᠤᠭᠯᠠᠷᠠᠭᠠᠳ ᠢᠷᠡᠳᠡᠭ

ᠰᠠᠭᠠᠯᠢᠴᠢᠨ ᠡᠵᠢ ᠶ᠋ᠢᠨ ᠤᠣᠭᠣᠯ ᠶᠤᠮ ᠳ᠋ᠠ ᠬᠦᠢ

ᠰᠠᠨᠠᠭᠰᠠᠨ ᠦᠶ᠎ᠡ ᠳ᠋ᠡᠬᠡᠨ ᠬᠠᠢᠭᠠᠳ ᠢᠷᠡᠳᠡᠭ

ᠰᠠᠢᠬᠠᠨ ᠰᠡᠳᠬᠢᠯ ᠲᠡᠢ ᠳᠡᠭᠦᠦ ᠨᠠᠷ ᠶᠤᠮ ᠳ᠋ᠡ ᠬᠦᠢ

ᠠ ᠬᠦᠢ ᠪᠠᠢᠨ᠎ᠠ ᠯᠠ ᠭᠡᠳᠡᠭ ᠴᠢᠨᠢ

ᠶᠠᠮᠠᠷ ᠰᠠᠢᠬᠠᠨ ᠰᠡᠳᠬᠢᠯ ᠶᠤᠮ ᠳ᠋ᠠ ᠬᠦᠢ

ᠡᠡ ᠬᠦᠢ ᠪᠠᠢᠨ᠎ᠠ ᠯᠠ ᠭᠡᠳᠡᠭ ᠴᠢᠨᠢ

ᠶᠠᠮᠠᠷ ᠰᠠᠢᠬᠠᠨ ᠰᠡᠳᠬᠢᠯ ᠶᠤᠮ ᠳ᠋ᠠ ᠬᠦᠢ

ᠠᠯᠤᠰ ᠤᠨ ᠬᠣᠯᠠ ᠠ᠋ᠴᠠ ᠲᠣᠪᠴᠢᠯᠠᠭᠠᠳ ᠢᠷᠡᠳᠡᠭ

ᠠᠷᠠᠯᠵᠢᠶ᠎ᠡ ᠬᠡᠭᠡᠷ ᠦᠨ ᠭᠦᠶᠥᠳᠡᠯ ᠶᠤᠮ ᠳ᠋ᠠ ᠬᠦᠢ

ᠠᠬ᠎ᠠ ᠡᠬᠡ ᠪᠠᠨ ᠬᠠᠢᠭᠠᠳ ᠢᠷᠡᠳᠡᠭ

ᠠᠰᠤᠷᠤ ᠰᠡᠳᠬᠢᠯ ᠲᠠᠢ ᠳᠡᠭᠦᠦ ᠨᠠᠷ ᠶᠤᠮ ᠳ᠋ᠡ ᠬᠦᠢ

ᠡᠡ ᠬᠦᠢ ᠪᠠᠢᠨ᠎ᠠ ᠯᠠ ᠭᠡᠳᠡᠭ ᠴᠢᠨᠢ

ᠶᠠᠮᠠᠷ ᠰᠠᠢᠬᠠᠨ ᠰᠡᠳᠬᠢᠯ ᠶᠤᠮ ᠳ᠋ᠠ ᠬᠦᠢ

ᠡᠡ ᠬᠦᠢ ᠪᠠᠢᠨ᠎ᠠ ᠯᠠ ᠭᠡᠳᠡᠭ ᠴᠢᠨᠢ

ᠶᠠᠮᠠᠷ ᠰᠠᠢᠬᠠᠨ ᠰᠡᠳᠬᠢᠯ ᠶᠤᠮ ᠳ᠋ᠠ ᠬᠦᠢ

下载地址:

此为隐藏内容,需人机验证后查看下载!